Хонгор сэтгэл 	B.Bayandalai	D.Otgonbayar	Khongor setgel-文本歌词

Хонгор сэтгэл B.Bayandalai D.Otgonbayar Khongor setgel-文本歌词

发行日期:

ᠨᠢᠳᠦᠨ ᠤ ᠬᠠᠷᠠᠴᠠ ᠮᠦᠩᠬᠡ ᠶᠢᠨ ᠨᠠᠷᠠᠨ ᠰᠢᠭ᠋ ᠭᠡᠷᠡᠯᠳᠦᠨ
ᠨᠢᠭᠤᠷ ᠤᠨ ᠴᠢᠨᠢ ᠪᠠᠶᠠᠰᠤᠯ ᠦᠷ ᠤᠨ ᠭᠡᠭᠡ ᠰᠢᠭ᠌ ᠲᠤᠶᠠᠭᠠᠷᠠᠵᠤ
ᠬᠠᠰ ᠤᠨ ᠴᠠᠭᠠᠨ ᠪᠠᠶ᠎ᠡ ᠴᠢᠨᠢ ᠰᠠᠷᠠᠨ ᠤ ᠭᠡᠷᠡᠯ ᠰᠢᠭ᠌ ᠴᠠᠶ᠋ᠢᠷᠠᠵᠦ
ᠬᠠᠮᠤᠭ ᠰᠠᠶ᠋ᠢᠬᠠᠨ ᠴᠢᠨᠢ ᠰᠠᠨᠠᠭᠠᠨ ᠳᠤ ᠳᠤᠳᠤ ᠵᠢᠷᠤᠬᠳᠠᠬᠤ ᠶᠤᠮ
ᠰᠡᠳᠭᠢᠯ ᠵᠢᠷᠦᠬᠡ ᠮᠢᠨᠢ ᠬᠡᠨ ᠤ ᠬᠢᠨᠢ ᠤᠷᠤᠭᠤ ᠴᠤ ᠲᠠᠳᠠᠬᠳᠠᠭ᠎ᠠ ᠦᠭᠡᠢ ᠴᠤ
ᠰᠡᠷᠢᠭᠦᠨ ᠲᠤᠩᠭᠠᠯᠠᠭ ᠪᠤᠯᠠᠭ ᠰᠢᠭ᠋ ᠴᠡᠪ ᠴᠡᠪᠡᠷᠬᠡᠨ ᠬᠠᠶ᠋ᠢᠯᠭᠠᠵᠤ
ᠬᠤᠨᠤᠭ ᠤᠯᠠᠷᠢᠬᠤ ᠳᠤᠳᠤᠮ ᠵᠡᠭᠦᠦ ᠤᠷᠤᠬᠤ ᠵᠠᠢ ᠦᠭᠡᠢ ᠴᠢᠮ᠎ᠠ ᠲᠠᠢ ᠳᠠᠰᠤᠭᠠᠳ
ᠬᠤᠯᠠ ᠶᠢᠨ ᠬᠤᠯᠠ ᠳᠤ ᠶᠠᠪᠤᠬᠰᠠᠨ ᠴᠤ ᠵᠦᠩ ᠪᠢᠯᠢᠭ ᠶᠢᠡᠷ ᠶᠢᠡᠨ ᠮᠡᠨᠳᠦᠯᠴᠡᠨ᠎ᠡ
ᠦᠯᠦᠨ ᠨᠢᠳᠦᠨ ᠤ ᠬᠤᠷ ᠭᠦᠶᠦᠴᠢᠬᠡᠬᠦ ᠪᠤᠢ ᠳ᠋ᠠ
ᠦᠳᠡᠬᠦ ᠳᠤ ᠦᠭᠡ ᠠᠯᠳᠠᠨ ᠭᠡᠨᠡᠳᠡᠬᠦ ᠪᠤᠢ ᠳᠠ
ᠦᠯᠦᠨ ᠨᠢᠳᠦᠨ ᠤ ᠬᠤᠷ ᠭᠦᠲᠦᠴᠢᠬᠡᠬᠦ ᠪᠤᠢ ᠳ᠋ᠠ
ᠦᠳᠡᠬᠦ ᠳᠤ ᠦᠭᠡ ᠠᠯᠳᠠᠨ ᠭᠡᠨᠡᠳᠡᠬᠦ ᠪᠤᠢ ᠳ᠋ᠠ
ᠬᠤᠩᠭᠤᠷ ᠰᠡᠳᠭᠢᠯ ᠦᠨᠡᠨ ᠪᠠᠶ᠋ᠢᠭᠠᠰᠠᠢ
ᠬᠤᠤᠰᠯᠠᠨ ᠤᠷᠭᠤᠬᠤ ᠵᠠᠶᠠᠭ᠎ᠠ ᠴᠡᠪᠡᠷ ᠪᠠᠶ᠋ᠢᠭᠠᠰᠠᠢ