作词:乎日查 阿拉达日图
作曲:韩泉
演唱:木仁 小梅 苏力德 嘎喜 阿拉达日图 苏雅;韩泉
ᠠᠮᠪᠠᠨ ᠬᠠᠳᠠᠭ ᠠᠯᠠᠭᠠᠨ ᠳ᠋ᠤ ᠪᠠᠢᠨ᠎ᠠ哈达已捧在手心上
ᠠᠷᠠᠵᠠ ᠢᠨ ᠳᠡᠭᠡᠵᠢ ᠬᠤᠨᠳᠠᠭᠠᠨ ᠳ᠋ᠠᠭᠠᠨ ᠪᠠᠢᠨ᠎ᠠ杯中的美酒也斟满
ᠠᠪᠤ ᠶ᠋ᠢᠨ ᠲᠥᠷᠥᠯ ᠲᠠᠨᠠᠷ ᠲᠠᠭᠠᠨ堂亲宗亲聚在一起
ᠠᠶᠠᠯᠭᠤ ᠳᠠᠭᠤᠤ ᠪᠠᠨ ᠡᠷᠭᠦᠨ ᠪᠠᠷᠢᠶ᠎ᠠ让我把歌曲敬给您
ᠢᠳᠡᠭᠡᠨ ᠦ᠌ ᠳᠡᠭᠡᠵᠢ ᠰᠢᠷᠡᠭᠡᠨ ᠳ᠋ᠦ᠍ ᠪᠠᠢᠨ᠎ᠠ美味佳肴已摆满桌子
ᠢᠷᠦᠭᠡᠯ ᠵᠥᠩᠨᠡᠯ ᠵᠢᠷᠦᠬᠡᠨ ᠳ᠋ᠦ᠍ ᠪᠠᠢᠨ᠎ᠠ心中是满满的祝福语
ᠡᠵᠢ ᠶ᠋ᠢᠨ ᠲᠥᠷᠥᠯ ᠲᠠᠨᠠᠷ ᠲᠠᠭᠠᠨ娘家的亲戚欢聚一堂
ᠡᠭᠡᠰᠢᠭᠲᠦ ᠳᠠᠭᠤᠤ ᠪᠠᠨ ᠡᠷᠭᠦᠨ ᠪᠠᠷᠢᠶ᠎ᠠ唱首歌曲我要敬给您
ᠰᠠᠮᠪᠠᠢ ᠬᠠᠳᠠᠭ ᠠᠯᠠᠭᠠᠨ ᠳ᠋ᠤ᠌ ᠪᠠᠢᠨ᠎ᠠ献上这条洁白的哈达
ᠰᠠᠷᠬᠤᠳ ᠤ᠋ᠨ ᠳᠡᠭᠡᠵᠢ ᠬᠤᠨᠳᠠᠭᠠᠨ ᠳ᠋ᠤ᠌ ᠪᠠᠢᠨ᠎ᠠ举起酒杯祝我们腾达
ᠰᠠᠨᠠᠭᠠᠨ ᠤ᠋ ᠨᠠᠢᠵᠠ ᠲᠠᠨᠠᠷ ᠲᠠᠭᠠᠨ挚爱的朋友们在相聚
ᠰᠠᠢᠬᠠᠨ ᠳᠠᠭᠤᠤ ᠪᠠᠨ ᠡᠷᠭᠦᠨ ᠪᠠᠷᠢᠶ᠎ᠠ这首歌曲我献给大家
ᠤᠭᠤᠷᠠᠭ ᠰᠢᠭᠦᠰᠦ ᠰᠢᠷᠡᠭᠡᠨ ᠳ᠋ᠦ᠍ ᠪᠠᠢᠨ᠎ᠠ奶食和肉食摆满了席
ᠠᠭᠤᠰᠬᠢ ᠵᠢᠷᠦᠬᠡ ᠮᠢᠨᠢ ᠪᠠᠶᠠᠰᠤᠯ ᠲᠠᠢ ᠪᠠᠢᠨ᠎ᠠ内心中有无比的欢喜
ᠤᠨᠠᠭᠠᠨ ᠨᠠᠢᠵᠠ ᠲᠠᠨᠠᠷ ᠲᠠᠢ ᠪᠠᠨ儿时的伙伴和我相聚
ᠤᠶᠠᠩᠭ᠎ᠠ ᠳᠠᠭᠤᠤ ᠲᠠᠢ ᠨᠠᠢᠷᠯᠠᠨ ᠰᠠᠭᠤᠶ᠎ᠠ我们把歌曲唱在一起
ᠠᠶ᠎ᠠ音乐᠃᠃᠃᠃᠃
ᠮᠠᠨ ᠤ᠋ ᠨᠤᠲᠤᠭ ᠭᠣᠶᠣᠬᠠᠨ ᠳᠠ故乡风景那么优美
ᠮᠠᠯ ᠰᠦᠷᠦᠭ ᠲᠠᠷᠭᠤ ᠰᠠᠢᠲᠠᠢ草肥水美牛羊也壮
ᠮᠠᠯᠴᠢᠨ ᠲᠦᠮᠡᠨ ᠪᠠᠶᠠᠰᠤᠯᠴᠠᠭᠠᠳ牧民的生活很幸福
ᠮᠠᠨᠳᠤᠬᠤ ᠨᠠᠮ ᠢ᠋ᠶ᠋ᠠᠨ ᠮᠠᠭᠲᠠᠨ ᠳᠠᠭᠤᠯᠠᠶ᠎ᠠ每天歌唱党的恩惠
ᠠᠪᠤ ᠶ᠋ᠢᠨ ᠨᠤᠲᠤᠭ ᠭᠣᠶᠣᠬᠠᠨ ᠳᠠ父亲的草原是那么壮美
ᠠᠳᠤᠭᠤᠨ ᠰᠦᠷᠦᠭ ᠲᠠᠷᠭᠤ ᠰᠠᠢᠲᠠᠢ强悍的马在草地上奔跑
ᠠᠷᠠᠳ ᠲᠦᠮᠡᠨ ᠪᠠᠶᠠᠰᠤᠯᠴᠠᠭᠠᠳ人民的脸上洋溢着笑脸
ᠠᠭᠤᠤ ᠨᠠᠮ ᠢ᠋ᠶ᠋ᠠᠨ ᠮᠠᠭᠲᠠᠨ ᠳᠠᠭᠤᠯᠠᠶ᠎ᠠ心中正在歌唱伟大的党
ᠬᠤᠭᠤᠷ ᠴᠤᠭᠤᠷ ᠤ᠋ᠨ ᠡᠭᠡᠰᠢᠭ ᠲᠡᠢ胡尔琴的声音多么悠扬
ᠬᠣᠷᠴᠢᠨ ᠨᠤᠲᠤᠭ ᠭᠣᠶᠣᠬᠠᠨ ᠳᠠ科尔沁草原是我的故乡
ᠬᠣᠯᠠ ᠶ᠋ᠢᠨ ᠭᠡᠢᠴᠢᠨ ᠲᠠᠨᠠᠷ ᠲᠠᠭᠠᠨ远方的客人请您坐上座
ᠬᠣᠯᠪᠣᠭ᠎ᠠ ᠳᠠᠭᠤᠤ ᠪᠠᠨ ᠡᠷᠭᠦᠨ ᠪᠠᠷᠢᠶ᠎ᠠ我唱首好来宝献给你听
ᠮᠣᠷᠢᠨ ᠬᠤᠭᠤᠷ ᠤ᠋ᠨ ᠡᠬᠡᠰᠢᠭ ᠲᠡᠢ马头琴带来远古的声音
ᠮᠣᠩᠭᠣᠯ ᠨᠤᠲᠤᠭ ᠭᠣᠶᠣᠬᠠᠨ ᠳᠠ蒙古故乡是天堂的草原
ᠮᠣᠷᠢᠯᠠᠨ ᠢᠷᠡᠭᠰᠡᠨ ᠲᠠ ᠨᠠᠷ ᠲᠠᠭᠠᠨ宾朋好友来自五湖四海
ᠮᠥᠩᠬᠡ ᠶ᠋ᠢᠨ ᠵᠥᠩᠨᠡᠯ ᠢ᠋ ᠡᠷᠭᠦᠨ ᠳᠡᠪᠰᠢᠭᠦᠯᠦᠶ᠎ᠡ祝我们的友谊地久天长
ᠮᠣᠷᠢᠯᠠᠨ ᠢᠷᠡᠭᠰᠡᠨ ᠲᠠ ᠨᠠᠷ ᠲᠠᠭᠠᠨ宾朋好友来自五湖四海
ᠮᠥᠩᠬᠡ ᠶ᠋ᠢᠨ ᠵᠥᠩᠨᠡᠯ ᠢ᠋ ᠡᠷᠭᠦᠨ ᠳᠡᠪᠰᠢᠭᠦᠯᠦᠶ᠎ᠡ祝我们的友谊地久天长
ᠮᠥᠩᠬᠡ ᠶ᠋ᠢᠨ ᠵᠥᠩᠨᠡᠯ ᠢ᠋ ᠡᠷᠭᠦᠨ ᠳᠡᠪᠰᠢᠭᠦᠯᠦᠶ᠎ᠡ祝我们的友谊地久天长