[00:00.000] 作词 : RedHill
[00:00.000] 作曲 : Zasagzaya
[00:00.00]ᠲᠤᠭᠤᠨᠤ
[00:21.00]ᠨᠠᠷᠠᠨ ᠰᠢᠩᠭᠡᠬᠦ ᠠᠭᠤᠯᠠᠨ ᠨᠠᠭᠠᠲᠠᠬᠢ ᠡᠨᠡ ᠦᠳᠡᠰᠢ ᠶᠢᠨ ᠲᠤᠯᠤᠩ
[00:23.00]ᠠᠭᠠᠳᠠᠷ ᠪᠤᠷᠤᠭᠠᠨ ᠤ ᠳᠠᠷᠠᠭᠠᠬᠢ ᠳᠤᠯᠤᠭᠠᠨ ᠦᠩᠭᠡ ᠶᠢᠨ ᠰᠤᠯᠤᠩᠭ᠎ᠠ
[00:26.00]ᠭᠢᠯᠠᠯᠵᠠᠭᠰᠠᠨ ᠬᠦᠬᠡᠬᠤᠲᠠ ᠶᠢᠨ ᠭᠤᠳᠤᠮᠵᠢᠨ ᠤ ᠪᠤᠯᠤᠩ
[00:28.00]ᠡᠷᠬᠡ ᠴᠢᠯᠦᠭᠡ ᠬᠦᠯᠢᠶᠡᠰᠦᠯᠡᠭᠰᠡᠨ ᠪᠤᠳᠤᠯ ᠤᠨ ᠮᠢᠨᠢ ᠱᠤᠷᠤᠩ
[00:31.00]ᠡᠨᠡ ᠪᠦᠬᠦᠨ ᠢ ᠬᠠᠷᠠᠭᠤᠯᠠᠭᠰᠠᠨ ᠰᠡᠳᠭᠢᠯ ᠦᠨ ᠮᠢᠨᠢ ᠲᠤᠭᠤᠨᠤ
[00:33.00]ᠴᠢ ᠮᠢᠨᠤ ᠬᠠᠢᠵᠦ ᠪᠠᠢᠭᠰᠠᠨ ᠪᠤᠳᠤᠵᠦ ᠶᠠᠪᠤᠭᠰᠠᠨ ᠢᠷᠡᠭᠡᠳᠦᠢ ᠶᠢ ᠤᠯᠭᠤᠨ᠎ᠠ
[00:36.00]ᠲᠡᠷᠡ ᠪᠤᠯ ᠬᠢᠫ ᠬᠤᠫ᠂ ᠴᠤᠬᠢᠯᠭ᠎ᠠ ᠲᠤᠭ ᠲᠤᠭ
[00:38.00]ᠦᠪᠡᠷ ᠦᠨ ᠠᠯᠢᠪᠠ ᠪᠤᠳᠤᠭᠰᠠᠨ ᠵᠦᠢᠯ ᠢᠶᠡᠨ ᠬᠦᠭᠵᠢᠮ ᠳᠦ ᠲᠤᠬᠤ
[00:41.00]ᠲᠤᠭᠤᠨᠤ ᠪᠠᠷ ᠲᠤᠰᠤᠭᠰᠠᠨ ᠭᠡᠷᠡᠯ ᠨᠠᠮ᠎ᠠ ᠶᠢ ᠢᠪᠡᠭᠡᠨ ᠭᠡᠢᠭᠦᠯᠳᠡᠩ
[00:43.00]ᠡᠭᠴᠡ ᠬᠠᠳᠠᠨ ᠠᠴᠠ ᠤᠢᠴᠢᠮᠠᠷ ᠪᠠᠢᠪᠠᠯ ᠨᠠᠮ᠎ᠠ ᠶᠢ ᠲᠠᠲᠠᠵᠦ ᠡᠷᠭᠢᠭᠦᠯᠳᠡᠭ
[00:46.00]ᠪᠢ ᠰᠡᠳᠭᠢᠯ ᠤᠨ ᠲᠤᠭᠤᠨᠤ ᠪᠠᠷ ᠢᠶᠠᠨ ᠮᠦᠩᠬᠡ ᠲᠡᠭᠷᠢ ᠶᠢ ᠬᠠᠷᠠᠨ᠎ᠠ
[00:51.00]ᠮᠦᠩᠬᠡ ᠶᠢᠨ ᠰᠢᠲᠦᠭᠡᠨ ᠲᠡᠭᠷᠢ ᠨᠠᠮ᠎ᠠ ᠶᠢ ᠦᠨᠦᠰᠦᠨ ᠲᠠᠭᠠᠯᠠᠨ᠎ᠠ
[00:53.00]ᠲᠡᠭᠷᠢ ᠪᠡᠷ ᠪᠦᠬᠦ ᠶᠠᠭᠤᠮ᠎ᠠ ᠵᠢᠭᠠᠯᠭᠠᠨ᠎ᠠ᠂ ᠪᠤᠷᠤᠭᠤ ᠪᠤᠳᠤᠯ ᠢ ᠰᠠᠯᠭᠠᠨ᠎ᠠ
[00:56.00]ᠦᠪᠡᠷ ᠦᠨ ᠬᠠᠮᠤᠭ ᠬᠦᠰᠡᠯ ᠮᠦᠷᠦᠭᠡᠳᠦᠯ ᠳᠦ ᠪᠡᠨ ᠱᠤᠮᠪᠠᠨ ᠵᠢᠷᠭᠠᠨ᠎ᠠ
[01:00.00]ᠲᠡᠩᠷᠢ ᠶᠢᠨ ᠴᠡᠩᠬᠡᠷ ᠢ ᠪᠢ ᠴᠢᠨᠦ ᠮᠡᠯᠮᠡᠢ ᠪᠡᠷ ᠦᠯᠦᠭᠡᠢ ᠡᠴᠡ ᠠᠩᠬ᠎ᠠ ᠬᠠᠷᠠᠯ᠎ᠠ
[01:10.00]ᠦᠨᠦᠳᠦᠷ ᠦᠨ ᠪᠤᠷᠤᠭᠠᠨ ᠤ ᠲᠤᠰᠤᠯ ᠢ ᠲᠤᠭᠤᠨᠤ ᠪᠠᠷ ᠠᠮᠰᠠᠨ᠂ ᠮᠠᠷᠭᠠᠰᠢ ᠡᠴᠡ ᠨᠠᠷᠠ ᠬᠦᠰᠡᠨ
[01:15.00]ᠪᠢ ᠴᠢᠮ᠎ᠠ ᠡᠴᠡ ᠬᠠᠮᠤᠭ ᠤᠶᠤᠨ ᠤᠬᠠᠭᠠᠨ ᠪᠦᠬᠦᠨ ᠢ ᠤᠯᠤᠭᠰᠠᠨ
[01:22.00]ᠲᠠᠯ᠎ᠠ ᠶᠢᠨ ᠮᠤᠩᠭᠤᠯ ᠠᠢᠯ ᠡᠷᠦᠬᠡ ᠪᠡᠨ ᠰᠡᠬᠦᠨ ᠰᠢᠨ᠎ᠡ ᠡᠳᠦᠷ ᠢᠶᠡᠨ ᠤᠭᠲᠤᠨ
[01:24.00]ᠲᠤᠭᠤᠨᠤ ᠪᠠᠷ ᠲᠤᠰᠬᠤ ᠦᠷᠯᠦᠭᠡ ᠶᠢᠨ ᠨᠠᠷᠠᠨ ᠬᠤᠢᠮᠤᠷ ᠢ ᠮᠢᠨᠢ ᠭᠷᠡᠯᠲᠡᠭᠦᠯᠦᠨᠡ
[01:27.00]ᠠᠭᠠᠭ ᠲᠠᠢ ᠴᠠᠢ ᠳ᠋ᠦ ᠪᠡᠨ ᠰᠦ ᠪᠡᠨ ᠰᠠᠮᠠᠷᠠᠵᠦ ᠮᠤᠩᠭᠤᠯ ᠪᠦᠰᠡᠭᠦᠢ ᠶᠠᠭᠠᠷᠠᠨ᠎ᠠ
[01:29.00]ᠠᠭᠤᠯᠠ ᠰᠢᠭ᠋ ᠮᠤᠩᠭᠤᠯ ᠡᠷ᠎ᠡ ᠤᠷᠭ᠎ᠠ ᠪᠡᠨ ᠲᠤᠯᠤᠭᠠᠳ ᠠᠳᠤᠭᠤᠨ ᠳ᠋ᠦ ᠪᠡᠨ ᠮᠤᠷᠳᠠᠨ᠎ᠠ
[01:32.00]ᠢᠯᠡ ᠲᠠᠢ ᠲᠤᠰᠬᠤ ᠲᠤᠭᠤᠨᠤ ᠶᠢᠨ ᠭᠡᠷᠡᠯ ᠢᠰᠡᠭᠡᠢ ᠭᠡᠷ ᠦᠨ ᠳᠤᠯᠠᠭᠠᠴᠠᠯ
[01:34.00]ᠠᠯᠤᠰ ᠢ ᠵᠤᠷᠢᠬᠤ ᠮᠤᠩᠭᠤᠯ ᠬᠡᠤᠬᠡᠳ ᠤᠨ ᠠᠮᠢᠳᠤᠷᠠᠯ ᠤᠨ ᠪᠡᠯᠭᠡᠳᠡᠯ
[01:37.00]ᠡᠨᠡ ᠪᠤᠯ ᠮᠢᠨᠦ ᠠᠮᠢᠳᠤᠷᠠᠯ ᠬᠢᠪ ᠬᠤᠫ ᠤᠨ ᠬᠦᠭᠡᠭᠡᠴᠡᠯᠳᠦᠯ
[01:39.00]ᠤᠷᠤᠢ ᠡᠴᠡ ᠰᠠᠴᠤᠭᠰᠠᠨ ᠠᠷᠢᠭᠤᠨ ᠭᠡᠭᠡ ᠬᠦᠰᠡᠯ ᠦᠨ ᠮᠢᠨᠢ ᠰᠠᠴᠤᠯᠢ
[01:41.00]ᠬᠤᠯᠠ ᠶᠢᠨ ᠭᠠᠵᠠᠷ ᠬᠠᠷᠢ ᠶᠢᠨ ᠨᠤᠲᠤᠭ ᠵᠤᠷᠢᠭᠰᠠᠨ ᠵᠦᠭ ᠢᠶᠡᠨ ᠵᠢᠳᠬᠦ
[01:44.00]ᠬᠦᠴᠢᠷ ᠪᠡᠷᠬᠡ ᠤᠴᠠᠷᠠᠬᠤ ᠳᠤ ᠬᠦᠷᠪᠡᠯ ᠦᠪᠡᠷ ᠤᠨ ᠪᠡᠶ᠎ᠡ ᠪᠡᠨ ᠴᠢᠩᠭᠠᠯᠠ
[01:46.00]ᠬᠡᠭᠦᠳᠡᠭ ᠴᠡᠭᠡᠵᠢᠨ ᠳ᠋ᠦ ᠬᠢ ᠤᠷᠤᠰᠢᠬᠤ ᠰᠡᠳᠭᠢᠯ ᠤᠨ ᠲᠤᠭᠤᠨᠤ ᠪᠡᠨ ᠰᠡᠬᠦ
[01:49.00]ᠬᠤᠢᠴᠢᠰ ᠤᠨ ᠭᠡᠵᠦ ᠦᠯᠡᠳᠡᠭᠡᠭᠰᠡᠨ ᠤᠶᠤᠨ ᠤ ᠰᠠᠴᠤᠯᠢ ᠵᠢᠷᠦᠬᠡᠨ ᠳᠦ ᠪᠠᠭᠤᠨ᠎ᠠ
[01:51.00]ᠬᠠᠴᠠᠷ ᠳᠠᠭᠠᠭᠠᠵᠦ ᠢᠯᠪᠢᠬᠦ ᠰᠠᠯᠬᠢ ᠨᠢ ᠬᠦᠷᠲᠡᠯ᠎ᠡ ᠨᠤᠲᠤᠭ ᠤᠨ ᠳᠠᠭᠤᠤ ᠬᠦᠮᠠᠢ ᠶᠢᠨ ᠳᠠᠭᠣ
[01:55.00]ᠠᠵᠠ ᠵᠢᠷᠭᠠᠯ ᠪᠤᠶᠠᠨ ᠪᠦᠬᠦᠨ ᠪᠡᠶᠡᠨ ᠳ᠋ᠦ ᠪᠠᠭᠤᠨ᠎ᠠ
[01:57.00]ᠬᠦᠬᠡ ᠲᠡᠭᠷᠢ ᠶᠢᠨ ᠢᠪᠡᠭᠡᠯ ᠬᠦᠷᠲᠡᠭᠡᠭᠰᠡᠨ ᠦᠯᠦᠭᠡᠢ ᠶᠢᠨ ᠬᠠᠷᠠᠭ᠎ᠠ
[01:59.00]ᠬᠠᠮᠤᠭ ᠮᠤᠩᠭᠤᠯ ᠤᠨ ᠠᠷᠢᠭᠤᠨ ᠰᠤᠶᠤᠯ ᠢᠶᠠᠨ ᠲᠤᠭᠤᠨᠤ ᠡᠴᠡ ᠪᠡᠨ ᠬᠠᠷᠠᠶ᠎ᠠ
[02:02.00]ᠰᠠᠷᠠᠭᠤᠯ ᠤᠬᠠᠭᠠᠨ ᠢᠲᠡᠭᠡᠯ ᠵᠤᠷᠢᠭ ᠡᠷᠴᠢ ᠬᠦᠴᠦᠨ ᠢ ᠨᠠᠳᠠ ᠤᠯᠭᠤᠭᠰᠠᠨ
[02:06.00]ᠪᠠᠰᠠ ᠨᠠᠳᠠ ᠳᠤ ᠬᠠᠢᠷ᠎ᠠ ᠶᠢᠨ ᠳᠤᠷᠠᠰᠤᠯ ᠠᠨᠳᠠ ᠶᠢᠨ ᠵᠢᠷᠦᠮ ᠬᠦᠰᠡᠯ ᠶᠢᠨ ᠬᠠᠷᠢᠭᠤ ᠶᠢ ᠮᠡᠳᠡᠷᠡᠭᠦᠯᠦᠭᠰᠡᠨ
[02:12.00]ᠦᠪᠡᠷ ᠤᠨ ᠬᠦᠰᠡᠭᠰᠡᠨ ᠢᠷᠡᠭᠡᠳᠦᠢ ᠪᠡᠨ ᠵᠤᠷᠢᠭᠰᠠᠨ ᠪᠢ᠂ ᠰᠡᠳᠭᠢᠯ ᠵᠢᠷᠦᠬᠡᠨ ᠰᠠᠢᠬᠠᠨ ᠲᠤᠭᠤᠨᠤ ᠪᠠᠨ ᠬᠠᠢᠭᠰᠠᠨ ᠪᠢ
[02:17.00]ᠪᠤᠳᠤᠯ ᠤᠨ ᠴᠠᠭᠠᠨᠠᠬᠢ ᠬᠦᠰᠡᠭᠰᠡᠨ ᠰᠠᠨᠠᠭᠰᠠᠨ ᠠᠷᠢᠭᠤᠨ ᠵᠦᠢᠯᠡᠰ ᠢᠶᠡᠨ ᠳᠤᠷᠠᠰᠤᠨ᠎ᠠ
[02:21.00]ᠲᠠᠬᠢᠯᠲᠠ
[02:42.00]ᠬᠦᠭᠵᠢᠯ ᠲᠠᠢ ᠡᠨᠡ ᠬᠤᠲᠠ ᠳᠤ ᠬᠦᠮᠦᠨ ᠬᠠᠷ᠎ᠠ ᠤᠯᠠᠨ ᠰᠦᠯᠵᠢᠯᠳᠦᠨ
[02:45.00]ᠬᠦᠭᠡᠷᠦᠬᠦᠢ ᠪᠢ ᠦᠪᠡᠷ ᠢ ᠪᠡᠨ ᠢᠪᠴᠢᠭᠦᠬᠡᠨ ᠵᠠᠢ ᠳᠦ ᠪᠡᠨ ᠰᠠᠬᠢᠵᠦ ᠦᠯᠡᠳᠡᠨ᠎ᠡ
[02:47.00]ᠭᠦᠨ ᠠᠮᠢᠰᠬᠤᠨ ᠲᠠᠢᠪᠤᠭᠤ ᠪᠤᠳᠤᠨ᠎ᠠ
[02:49.00]ᠪᠠᠶᠠᠷ ᠭᠤᠨᠢᠭ ᠬᠤᠶᠠᠷ ᠤᠷᠤᠯᠳᠤᠨ᠎ᠠ
[02:50.00]ᠬᠠᠲᠠᠭᠤ ᠠᠮᠢᠳᠤᠷᠠᠯ ᠨᠠᠮᠠᠢ ᠦᠰᠦᠳᠡᠨᠡ ᠡᠨᠡ ᠬᠤᠲᠠ ᠠᠴᠠ ᠵᠢᠭᠤᠳᠠᠨ ᠤᠳᠤᠨ᠎ᠠ
[02:53.00]ᠬᠤᠨᠤᠭ ᠤᠨ ᠤᠷᠲᠤ ᠳᠤ ᠰᠦᠨᠢ ᠶᠢᠨ ᠦᠩᠭᠡ ᠲᠤᠭᠤᠨᠤ ᠪᠠᠷ
[02:54.00]ᠬᠠᠷᠠᠭᠳᠠᠵᠤ ᠭᠤᠨᠢᠭᠯᠠᠭᠰᠠᠨ ᠰᠡᠳᠭᠢᠯ ᠢ ᠪᠡᠨ ᠰᠤᠨᠤᠷ ᠲᠡᠬᠢ ᠬᠦᠭᠵᠢᠮ ᠢᠶᠡᠷ ᠠᠷᠭᠠᠳᠠᠵᠦ ᠤᠳᠤ ᠶᠠᠭᠠᠬᠢᠨ᠎ᠠ
[02:58.00]ᠦᠭᠡᠢ ᠦᠭᠡᠢ ᠡᠨᠡ ᠪᠦᠬᠦᠨ ᠡᠴᠡ ᠵᠢᠭᠤᠳᠠᠵᠦ ᠪᠤᠯᠠᠬᠤ ᠦᠭᠡᠢ
[03:00.00]ᠦᠪᠡᠷ ᠤᠨ ᠢᠶᠠᠨ ᠰᠠᠨᠠᠭᠰᠠᠨ ᠪᠠᠢᠳᠠᠭ ᠪᠦᠬᠦᠨ ᠢᠶᠡᠨ ᠪᠢ ᠵᠠᠪᠠᠯ ᠦᠪᠡᠷ ᠢᠶᠡᠨ ᠭᠦᠢᠴᠡᠭᠡᠨ᠎ᠡ
[03:02.00]ᠡᠭᠦᠯᠡᠨ ᠴᠢᠯᠦᠭᠡᠨ ᠦ ᠨᠠᠷᠠ ᠪᠤᠯᠤᠭᠰᠠᠨ ᠮᠢᠨᠤ ᠠᠮᠢᠳᠤᠷᠠᠯ ᠤᠨ ᠪᠠᠶᠠᠷ ᠵᠢᠷᠭᠠᠯ
[03:05.00]ᠪᠤᠲᠠᠩᠲᠤ ᠤᠷᠴᠢᠯᠠᠩ ᠳ᠋ᠦ ᠠᠶᠠᠯᠠᠬᠤ ᠠᠮᠠᠷ ᠦᠭᠡᠢ ᠳᠠᠩᠴᠤ ᠬᠡᠴᠡᠭᠦᠦ ᠡᠭᠦᠷᠭᠡ
[03:07.00]ᠮᠦᠷᠦᠭᠡᠳᠤᠯ ᠲᠠᠢ ᠪᠤᠯᠬᠤᠷ ᠪᠢ ᠭᠠᠭᠴᠠᠷᠳᠠᠯ ᠠᠴᠠ ᠠᠶᠤᠳᠠᠭ ᠦᠭᠡᠢ
[03:13.00]ᠬᠠᠷᠠᠭᠠᠴᠢ ᠳ᠋ᠠ ᠮᠢᠨᠤ ᠡᠨᠡ ᠪᠡᠶ᠎ᠡ ᠳ᠋ᠦ ᠳᠦᠭᠦᠷᠡᠩ ᠦᠯᠡᠳᠡᠭᠰᠡᠨ ᠰᠢᠷᠬ᠎ᠠ ᠰᠤᠷᠪᠢ
[03:16.00]ᠬᠠᠷᠢᠭᠤᠴᠠᠬᠤ ᠡᠴᠡ ᠡᠬᠢᠯᠡᠵᠦ ᠡᠮᠦᠨᠡᠬᠢ ᠪᠦᠬᠦᠨ ᠢᠶᠠᠨ ᠬᠢᠵᠦ ᠯᠡ ᠪᠠᠷᠠᠬᠤ ᠵᠤᠷᠢᠯᠭ᠎ᠠ
[03:17.00]ᠬᠢᠬᠦ ᠡᠴᠡ ᠠᠷᠭ᠎ᠠ ᠦᠭᠡᠢ ᠦᠪᠡᠷ ᠢ ᠪᠡᠨ ᠠᠷᠭᠠᠳᠠᠬᠤ ᠦᠭᠡᠢ
[03:22.00]ᠳᠠᠬᠢᠯᠲᠠ